最近搜索
古董男孩 - Hoh-od 《后山老头》 HQ
更新时间:2025-03-20 02:36:09
文件格式:flac
音乐下载
被下架或封杀等部分试听资源与网盘资源可能不一致,请以网盘资源为准
标签
歌词

古董男孩 - Hoh-od

词:Hoh-od

曲:Hoh-od

编曲:Hoh-od

ᠵᠠ᠂ ᠶᠠᠭᠤ ᠪᠠᠶ᠋ᠢᠨ᠎ᠠ ᠡᠡᠶ᠋ᠢᠯ ᠊ᠤᠨ ᠠᠬ᠎ᠠ

ᠥ᠂ ᠶᠠᠭᠤᠮ᠎ᠠ ᠦᠭᠡᠢ ᠳ᠋ᠧ᠂ᠠᠮᠢᠳᠤᠷᠠᠭᠠᠳ ᠯᠡ ᠪᠠᠶ᠋ᠢᠵᠦ ᠪᠠᠶ᠋ᠢᠨ᠎ᠠ᠃

En heeh᠂

ᠥ᠂ ᠠᠬ᠎ᠠ ᠨᠢ ᠫᠤᠤᠷ ᠲᠠᠢ᠂ ᠪᠠᠰᠠ ᠨᠢᠶᠤᠤᠷ ᠲᠠᠢ

ᠨᠠᠮᠤᠷ ᠪᠣᠯᠬᠤ ᠪᠡᠷ ᠵᠤᠭᠤᠰ ᠲᠠᠢ

ᠨᠠᠶ᠋ᠢᠷ ᠲᠤ ᠤᠴᠢᠭᠠᠳ ᠦᠵᠡ᠂ ᠠᠬ᠎ᠠ ᠵᠢᠨ ᠬᠢᠨᠢ

ᠳ᠋ᠠᠩ ᠳᠡᠭᠡᠷ᠎ᠡ ᠣᠴᠢᠭᠰᠠᠨ ᠲᠣᠭᠣᠰᠣ ᠲᠠᠢ

ᠪᠠᠳᠮ᠎ᠠ ᠵᠢᠨ ᠳ᠋ᠤ ᠤᠷᠤ᠂

ᠰᠥ᠋ ᠲᠠᠢ ᠴᠠᠢ᠂ ᠬᠠᠭᠠᠷᠢᠭᠰᠠᠨ ᠪᠣᠣᠪᠣ ᠲᠠᠢ

ᠡᠨᠡ ᠬᠡᠳᠦᠨ ᠬᠤᠩᠬᠤᠷ ᠊ᠤᠨ ᠰᠣᠨᠢᠨ

ᠮᠡᠳᠡᠭᠡ ᠳᠣᠲᠣᠷ᠎ᠠ ᠪᠠᠨ ᠲᠣᠭ᠎ᠠ ᠲᠠᠢ

ᠲᠥᠷᠥ ᠵᠢᠨ ᠪᠣᠳᠣᠯᠭ᠎ᠠ ᠰᠠᠶ᠋ᠢᠨ

ᠪᠣᠯᠴᠢᠬᠠᠭᠰᠠᠨ ᠰᠢᠤ

ᠬᠦᠳᠡᠭᠡ ᠨᠤᠲᠤᠭ ᠲᠤ ᠲᠣᠮᠣ ᠰᠡᠩᠰᠡ

ᠣᠯᠠᠨ ᠣᠷᠣᠴᠢᠬᠠᠭᠰᠠᠨ ᠰᠢᠤ

ᠨᠢᠭᠡ ᠡᠡᠶ᠋ᠢᠯ ᠊ᠤᠨ ᠭᠤᠷᠪᠠ ᠳᠥᠷᠪᠡᠨ ᠲᠦᠮᠡᠨ ᠲᠥᠭᠥᠷᠢᠭ

ᠥᠭᠭᠦᠨ᠎ᠡ ᠭᠡᠨ᠎ᠡ ᠰᠢᠤ

ᠵᠤᠨ ᠳ᠋ᠤ ᠪᠠᠨ ᠰᠡᠷᠢᠭᠦᠬᠡᠨ ᠰᠢᠤ

ᠰᠡᠳᠬᠢᠯ ᠲᠡᠨᠢᠬᠦᠦᠬᠡᠨ ᠰᠢᠤ᠂᠂᠂᠂ ᠭᠡᠳ ᠊ᠤᠤ

ᠬᠦᠭᠰᠢᠨ ᠴᠤᠬᠤᠷ ᠮᠣᠷᠢ ᠪᠠᠷ ᠵᠢᠨᠨ

ᠭᠠᠶ᠋ᠢᠭᠤᠢ ᠭᠠᠩᠭᠠᠯᠠᠨ᠎ᠡ

ᠡᠮᠡᠭᠡᠯ ᠊ᠦᠨ ᠵᠢᠡᠨ ᠣᠯᠣᠩ ᠊ᠢ

Heeh ᠭᠡᠲᠡᠯ᠎ᠡ ᠴᠢᠩᠭᠠᠯᠠᠨ᠎ᠠ

ᠲᠠᠪᠤ ᠳᠣᠯᠣᠭ᠎ᠠ ᠬᠣᠨᠣᠭ ᠪᠤᠯᠤᠭᠠᠳ

ᠰᠤᠮᠤᠨ ᠪ ᠨᠠᠶ᠋ᠢᠮᠠᠢ ᠳ᠋ᠤ ᠣᠷᠣᠨ᠎ᠠ ᠳ᠋ᠠ

ᠰᠠᠭᠠᠬᠠᠯᠳᠠ ᠊ᠤᠳ ᠊ᠤᠨ ᠵᠠᠬᠢᠭᠰᠠᠨ

ᠶᠠᠭᠤᠮ᠎ ᠵᠢ ᠪᠠᠶ᠋ᠢᠳᠠᠯ ᠵᠢᠠᠨ ᠦᠵᠡᠨ᠎ᠡ ᠳ᠋ᠧ

Ohh᠂᠂᠂ ᠠᠬ᠎ᠠ ᠨᠢ

ᠡᠶ᠋ᠢᠮᠤᠷᠬᠦᠦ ᠯᠡ ᠪᠠᠶ᠋ᠢᠨ᠎ᠠ

Ahh᠂᠂᠂ ᠠᠬ᠎ᠠ ᠨᠢ

ᠬᠦᠳᠡᠭᠡᠨ ᠵᠢᠨᠨ ᠪᠠᠶ᠋ᠢᠵᠦ ᠯᠡ ᠪᠠᠶ᠋ᠢᠨ᠎ᠠ

Ohh᠂᠂᠂ ᠠᠬ᠎ᠠ ᠨᠢ

ᠡᠶ᠋ᠢᠮᠤ ᠯᠡ ᠭᠤᠶᠤ ᠪᠠᠶ᠋ᠢᠨ᠎ᠠ

ᠳᠠᠭ᠎ᠠ ᠳᠠᠯᠠᠩ ᠲᠠᠢ

ᠪᠢᠷᠠᠭᠤ᠂᠂᠂

ᠠᠬ᠎ᠠ ᠨᠢ ᠶᠠᠭᠤᠮ᠎ᠠ ᠦᠵᠡᠭᠡ ᠦᠭᠡᠢ ᠬᠦᠮᠦᠨ

ᠰᠠᠶ᠋ᠢᠬᠠᠨ ᠮᠠᠭᠤᠬᠠᠢ ᠳ᠋ᠤ ᠬᠡ ᠦᠭᠡᠢ ᠬᠦᠮᠦᠨ

ᠬᠤᠩᠭᠤᠷ ᠮᠤᠩᠭᠤᠷ᠂ ᠬᠠᠶ᠋ᠢᠷ᠎ᠠ ᠮᠠᠶ᠋ᠢᠷ᠎ᠡ

ᠭᠡᠪᠡᠯ ᠵᠢᠭᠠᠬᠠᠨ ᠮᠠᠢ ᠦᠭᠡᠢ ᠬᠦᠮᠦᠨ

ᠠ ᠲᠡᠭᠡᠬᠦ ᠳ᠋ᠦ ᠪᠠᠨ ᠬᠦᠮᠦᠨ ᠵᠢᠨᠷ ᠲᠠᠵᠢ ᠦᠭᠡᠢ ᠬᠥᠮᠦᠨ

ᠪᠤᠯᠬᠤ ᠵᠢᠨ ᠳᠣᠲᠣᠷ᠎ᠠ ᠠᠵᠤ ᠦᠭᠡᠢ ᠰᠠᠭᠤᠨ᠎ᠠ

ᠲᠡᠭᠡᠬᠦ ᠪᠡᠷ ᠬᠥᠮᠦᠨ ᠊ᠦ ᠨᠢᠳᠤᠨ ᠳ᠋ᠤ ᠵᠢᠭᠠᠬᠠᠨ

Siih ᠲᠡᠶ᠋ᠢᠮᠤ ᠯᠡ ᠬᠦᠮᠦᠨ

ᠬᠣᠨᠢ ᠮᠠᠯ ᠭᠡᠳ

ᠶᠠᠷᠰᠢᠭ ᠶᠤᠮ ᠳ᠋ᠠ

ᠬᠤᠶᠡᠷ ᠮᠦᠩᠭᠦ ᠰᠤᠯᠢᠭᠠᠳ ᠬᠡᠳᠦᠨ ᠡᠳᠦᠷ

ᠲᠠᠩᠰᠤᠭ ᠪᠠᠶ᠋ᠢᠶ᠎ᠠ ᠳ᠋ᠡ ᠭᠡᠵᠦ ᠪᠣᠳᠣᠭᠠᠳ

ᠤᠤᠭᠤᠳᠠᠭ ᠶᠤᠮ ᠡ

ᠭᠤᠸᠠᠩᠵᠠᠨ ᠳ᠋ᠤ ᠰᠠᠭᠤᠳᠠᠭ ᠶᠤᠮ ᠡ

ᠨᠠᠶ᠋ᠢᠵᠠ ᠨᠠᠷ ᠮᠢᠨᠢ᠂᠂᠂

ᠭᠡᠳ ᠳᠠᠭᠤᠯᠠᠳᠠᠭ ᠶᠤᠮ ᠡ

ᠬᠤᠳᠳᠤᠭ ᠲᠤ ᠪᠠᠶ᠋ᠢᠭ᠎ᠠ ᠮᠡᠯᠡᠬᠡᠢ

ᠬᠠᠭᠤᠴᠢᠨ ᠬᠦᠦ ᠵᠢᠨ ᠳᠡᠯᠡᠬᠡᠢ

ᠬᠥᠮᠦᠨ ᠊ᠦ ᠠᠮᠠᠨ ᠡᠴᠡ ᠰᠠᠶ᠋ᠢᠬᠠᠨ

ᠦᠭᠡ ᠶ᠋ᠢ ᠰᠤᠩᠭᠤᠭᠠᠳ ᠪᠡᠶ᠎ᠡ ᠪᠡᠨ ᠮᠡᠬᠡᠯᠡᠶ᠎ᠡ

ᠦᠨᠦᠳᠦᠷ ᠵᠢᠨᠨ ᠦᠩᠭᠡᠷᠡᠭᠡᠵᠦ

ᠮᠠᠷᠭᠠᠰᠢ ᠡᠴᠡ ᠡᠬᠢᠯᠡᠶ᠎ᠡ

ᠠᠵᠠ ᠵᠢᠷᠭᠠᠯ ᠵᠢᠠᠨ ᠠᠮᠳᠠᠲᠤ

ᠳᠠᠷᠠᠰᠤ ᠪᠡᠷ ᠬᠡᠬᠡᠷᠡᠶ᠎ᠡ

Ohh᠂᠂᠂ ᠠᠬ᠎ᠠ ᠨᠢ

ᠡᠶ᠋ᠢᠮᠤᠷᠬᠦᠦ ᠯᠡ ᠪᠠᠶ᠋ᠢᠨ᠎ᠠ

Ahh᠂᠂᠂ ᠠᠬ᠎ᠠ ᠨᠢ

ᠬᠦᠳᠡᠭᠡᠨ ᠵᠢᠨᠨ ᠪᠠᠶ᠋ᠢᠵᠦ ᠯᠡ ᠪᠠᠶ᠋ᠢᠨ᠎ᠠ

Ohh᠂᠂᠂ ᠠᠬ᠎ᠠ ᠨᠢ

ᠡᠶ᠋ᠢᠮᠤ ᠯᠡ ᠭᠤᠶᠤ ᠪᠠᠶ᠋ᠢᠨ᠎ᠠ

ᠳᠠᠭ᠎ᠠ ᠳᠠᠯᠠᠩ ᠲᠠᠢ

ᠪᠢᠷᠠᠭᠤ᠂᠂᠂

ᠦᠷᠯᠦᠭᠡ ᠴᠠᠢ᠂ ᠦᠳᠡ ᠳ᠋ᠦ ᠴᠠᠢ᠂

ᠦᠳᠡ ᠵᠢᠨ ᠬᠣᠶ᠋ᠢᠨ᠎ᠠ ᠳ᠋ᠤ ᠪᠠᠨ ᠪᠠᠰᠠᠯᠠ ᠴᠠᠢ

ᠡᠳᠦᠷ ᠬᠤᠨᠤᠭ ᠲᠢᠭ᠌ ᠲᠤᠭ ᠲᠢᠭ᠌

ᠦᠩᠭᠡᠷᠡᠭᠰᠡᠡᠷ ᠯᠡ ᠪᠠᠶ᠋ᠢᠨ᠎ᠠ

ᠦᠴᠦᠭᠡᠳᠦᠷᠬᠡᠨ ᠬᠡᠤᠬᠡᠳ ᠪᠠᠶ᠋ᠢᠭᠰᠠᠨ

ᠦᠨᠦ ᠲᠠᠪᠢᠨ ᠬᠡᠳᠦ ᠲᠠᠢ

ᠦᠪᠡᠷ ᠊ᠤᠨ ᠬᠡᠳᠦᠨ ᠮᠠᠭᠤᠬᠠᠢ ᠵᠠᠩ ᠵᠢᠨᠨ

ᠬᠠᠨᠢᠯᠠᠭᠠᠳ ᠠᠮᠢᠳᠤᠷᠠᠭᠰᠠᠭᠠᠷ ᠯᠡ ᠪᠠᠶ᠋ᠢᠨ᠎ᠠ

《ᠢᠩᠭᠢᠭᠡᠳ ᠲᠡᠭᠡᠭᠡᠳ ᠥᠭᠭᠦᠨ᠎ᠡ ᠊ᠤᠤ 》

ᠭᠡᠳ ᠤᠯᠤᠰ ᠊ᠤᠳ ᠭᠤᠶᠤᠳᠠᠭ ᠪᠢᠯᠡ

《 ᠦᠭᠡᠢ ᠡ 》ᠭᠡᠵᠦ ᠬᠡᠯᠡᠵᠦ ᠦᠵᠡᠭᠡ ᠦᠭᠡᠢ

ᠪᠠᠶ᠋ᠢᠳᠠᠭ ᠶᠠᠭᠤᠮᠠᠨ ᠳ᠋ᠤ ᠨᠢ ᠭᠦᠶᠦᠳᠡᠭ ᠦᠨᠡᠨ ᠡ

ᠵᠥᠪ ᠶᠠᠪᠤᠪᠠᠯ ᠵᠦᠭᠡᠯᠡᠨ ᠽᠠᠮᠪᠤᠯᠢᠩ ᠭᠡᠯ᠎ᠡ

ᠦᠨᠡᠭᠡᠷᠡᠨ ᠭᠡᠨ᠎ᠡ

ᠵᠢᠳᠭᠦᠵᠦ ᠶᠠᠪᠤᠭᠰᠠᠨ ᠨᠢᠭᠡ ᠨᠠᠰᠤ ᠮᠢᠨᠢ

ᠶᠠᠭ ᠯᠡ ᠨᠠᠭᠠᠳᠤᠮ ᠰᠢᠭ ᠡ

Hollywood ᠊ᠤᠨ ᠤᠳᠤᠳ ᠊ᠤᠨ ᠨᠡᠷ᠎ᠡ

ᠵᠢ ᠰᠠᠶ᠋ᠢᠨ ᠮᠡᠳᠡᠬᠦ ᠥᠬᠡᠢ

ᠬᠠᠷᠠᠭᠠᠨ ᠳ᠋ᠤ ᠤᠷᠤᠭᠰᠠᠨ ᠠᠭᠤᠯᠠ ᠤᠰᠤ

ᠵᠢᠨ ᠵᠢᠨᠨ ᠨᠡᠷ᠎ᠡ ᠵᠢ ᠠᠨᠳᠠᠬᠤ ᠦᠭᠡᠢ

ᠤᠮᠤᠭ ᠲᠠᠢ ᠮᠠᠭᠠᠳ ᠦᠭᠡᠢ ᠬᠠᠭᠤᠴᠢᠨ

ᠲᠡᠤᠬᠡ ᠪᠡᠨ ᠰᠤᠨᠤᠰᠤᠬᠤᠯᠠᠷ

ᠭᠤᠨᠢᠭ ᠲᠠᠢ ᠨᠢ ᠠᠷᠭ᠎ᠠ ᠦᠭᠡᠢ

ᠬᠤᠶ᠋ᠢᠴᠢᠰ ᠦᠶ᠎ᠡ ᠪᠡᠨ ᠪᠤᠳᠤᠬᠤᠯᠠᠷ

Ohh᠂᠂᠂ ᠠᠬ᠎ᠠ ᠨᠢ

ᠡᠶ᠋ᠢᠮᠤᠷᠬᠦᠦ ᠯᠡ ᠪᠠᠶ᠋ᠢᠨ᠎ᠠ

Ahh᠂᠂᠂ ᠠᠬ᠎ᠠ ᠨᠢ

ᠬᠦᠳᠡᠭᠡᠨ ᠵᠢᠨᠨ ᠪᠠᠶ᠋ᠢᠵᠦ ᠯᠡ ᠪᠠᠶ᠋ᠢᠨ᠎ᠠ

Ohh᠂᠂᠂ ᠠᠬ᠎ᠠ ᠨᠢ

ᠡᠶ᠋ᠢᠮᠤ ᠯᠡ ᠭᠤᠶᠤ ᠪᠠᠶ᠋ᠢᠨ᠎ᠠ

ᠳᠠᠭ᠎ᠠ ᠳᠠᠯᠠᠩ ᠲᠠᠢ

ᠪᠢᠷᠠᠭᠤ ᠪᠤᠯᠴᠢᠩ᠂᠂᠂

ᠪᠠᠭ᠎ᠠ ᠪᠠᠶ᠋ᠢᠬᠤ ᠳ᠋ᠤ ᠴᠢᠨᠢ

ᠪᠡᠭᠡᠵᠢᠩ ᠦᠵᠡᠭᠦᠯᠵᠦ ᠪᠠᠶ᠋ᠢᠭᠰᠠᠨ ᠰᠢᠳᠡ

ᠪᠠᠷᠠᠭᠤᠨᠲᠠᠢ ᠴᠢᠨᠢ ᠭᠠᠭᠴᠠᠬᠠᠨ

ᠮᠤᠩᠭᠤᠯ ᠭᠡᠷ ᠲᠠᠢ ᠮᠠᠨᠠᠶ᠋ᠢᠬᠢ ᠰᠢᠳᠡ

ᠪᠦᠮᠪᠦᠩ ᠮᠠᠰᠢᠨ ᠊ᠤ ᠳᠠᠭᠤ ᠶ᠋ᠢ

ᠳᠠᠭᠠᠭᠠᠳ ᠪᠦᠵᠢᠭᠯᠡᠳᠡᠭ ᠰᠢᠳᠡ ᠴᠢ

ᠪᠤᠷᠬᠠᠨ ᠳ᠋ᠤ ᠲᠠᠯᠪᠢᠭᠰᠠᠨ ᠴᠢᠪᠠᠭ᠎ᠠ ᠵᠢ

ᠬᠤᠯᠠᠭᠠᠶ᠋ᠢᠯᠠᠵᠦ ᠢᠳᠡᠳᠡᠭ ᠰᠢᠳᠡ ᠡ

ᠴᠢᠮ᠎ᠠ ᠰᠢᠭ᠂ ᠠᠪᠤ ᠡᠵᠢ

ᠪᠦᠷᠢᠨ ᠪᠦᠲᠦᠨ ᠪᠠᠶ᠋ᠢᠭᠰᠠᠨ ᠪᠤᠯ

ᠴᠠᠭᠠᠨ ᠰᠠᠷ᠎ᠠ ᠳ᠋ᠤ ᠪᠠᠨ ᠭᠠᠩᠭᠠᠩ ᠳ᠋ᠤ

ᠡᠮᠤᠰᠬᠦ ᠳᠡᠪᠡᠯ ᠪᠠᠶ᠋ᠢᠭᠰᠠᠨ ᠪᠤᠯ

ᠶᠠᠳᠠᠵᠦ ᠪᠠᠶ᠋ᠢᠬᠤ ᠳ᠋ᠤ ᠡᠷᠭᠦᠵᠦ ᠪᠤᠰᠬᠠᠬᠤ

ᠨᠠᠶ᠋ᠢᠵᠠ ᠪᠠᠶ᠋ᠢᠭᠰᠠᠨ ᠪᠤᠯ

ᠮᠢᠨᠤ ᠠᠶᠤᠭᠰᠠᠨ ᠪᠤᠯᠭᠠᠨ

ᠨᠠᠳᠠᠳᠤ ᠳᠠᠶ᠋ᠢᠰᠤᠨ ᠪᠤᠯᠵᠦ

ᠵᠠ᠂ ᠮᠢᠨᠤ ᠳᠡᠭᠦᠦ

ᠬᠤᠯᠠ ᠶᠠᠪᠤᠵᠦ ᠶᠠᠭᠤᠮ᠎ᠠ ᠦᠵᠡ ᠡ

ᠠᠬ᠎ᠠ ᠨᠢ ᠶᠠᠭᠠᠬᠢᠬᠤᠪ᠂ ᠨᠤᠲᠤᠭ ᠲᠤ ᠪᠠᠨ

ᠨᠠᠰᠤ ᠪᠠᠨ ᠪᠠᠷᠠᠭᠠᠨ᠎ᠡ

ᠲᠤᠭᠯᠠᠵᠦ ᠦᠰᠦᠭᠰᠡᠨ ᠲᠤᠯᠤᠭᠠᠳ ᠊ᠤᠨ

ᠵᠢᠨᠨ ᠡᠩᠭᠡᠷ ᠲᠦ ᠬᠡᠪᠲᠡᠨ᠎ᠡ

ᠬᠦᠰᠡᠯ ᠮᠦᠷᠦᠭᠡᠳᠦᠯ ᠮᠢᠨᠢ

ᠲᠡᠷᠡᠭᠦᠦᠬᠡᠨ ᠳ᠋ᠤ ᠪᠠᠨ ᠲᠡᠪᠳᠦᠨ᠎ᠡ

Ohh᠂᠂᠂ ᠠᠬ᠎ᠠ ᠨᠢ

ᠡᠶ᠋ᠢᠮᠤᠷᠬᠦᠦ ᠯᠡ ᠪᠠᠶ᠋ᠢᠨ᠎ᠠ

Ahh᠂᠂᠂ ᠠᠬ᠎ᠠ ᠨᠢ

ᠬᠦᠳᠡᠭᠡᠨ ᠵᠢᠨᠨ ᠪᠠᠶ᠋ᠢᠵᠦ ᠯᠡ ᠪᠠᠶ᠋ᠢᠨ᠎ᠠ

Ohh᠂᠂᠂ ᠠᠬ᠎ᠠ ᠨᠢ

ᠡᠶ᠋ᠢᠮᠤ ᠯᠡ ᠭᠤᠶᠤ ᠪᠠᠶ᠋ᠢᠨ᠎ᠠ

ᠳᠠᠭ᠎ᠠ ᠳᠠᠯᠠᠩ ᠲᠠᠢ

ᠪᠢᠷᠠᠭᠤ ᠪᠤᠯᠴᠢᠩ ᠲᠠᠢ

Heeh᠂᠂᠂